ᠠᠷᠪᠠᠨ ᠬᠣᠶᠠᠷ ᠵᠢᠯ
ᠣᠷᠳᠣᠰ ᠠᠷᠠᠳ ᠤᠨ ᠳᠠᠭᠤᠤ
ᠬᠥᠨᠳᠡᠢ ᠬᠥᠨᠳᠡᠢ ᠭᠠᠵᠠᠷ ᠢ ᠬᠥᠯ ᠵᠢᠨᠷ ᠵᠢᠨᠨ ᠰᠡᠨᠳᠡᠯᠳᠡᠭ
ᠠᠷᠤ ᠠᠷᠤ ᠭᠠᠵᠠᠷ ᠢ ᠠᠷᠭ᠎ᠠ ᠪᠡᠷ ᠵᠢᠨᠨ ᠰᠡᠨᠳᠡᠯᠳᠡᠭ
ᠲᠡᠷᠡ ᠴᠢᠨᠢ ᠶᠠᠭᠤᠨ ᠳ᠋ᠠᠭᠠᠨ ᠰᠠᠢᠬᠠᠨ ᠪᠤᠢ
ᠠᠷᠪᠠᠨ ᠬᠣᠶᠠᠷ ᠵᠢᠯ ᠤᠨ ᠵᠣᠬᠢᠶᠠᠭᠰᠠᠨ ᠴᠢᠨᠳᠠᠮᠤᠨᠢ ᠬᠤᠯᠤᠭᠠᠨ᠎ᠠ ᠰᠠᠢᠬᠠᠨ ᠡᠷᠳᠡᠨᠢ ᠵᠢᠯ
ᠰᠢᠯᠢ ᠰᠢᠯᠢ ᠭᠠᠵᠠᠷ ᠢ ᠰᠡᠭᠡᠷ ᠵᠢᠨᠷ ᠵᠢᠨᠨ ᠰᠡᠨᠳᠡᠯᠳᠡᠭ
ᠡᠷᠭᠢ ᠡᠷᠭᠢ ᠭᠠᠵᠠᠷ ᠢ ᠡᠪᠡᠷ ᠵᠢᠨᠷ ᠵᠢᠨᠨ ᠰᠡᠨᠳᠡᠯᠳᠡᠭ
ᠲᠡᠷᠡ ᠴᠢᠨᠢ ᠶᠠᠭᠤᠨ ᠳ᠋ᠠᠭᠠᠨ ᠰᠠᠢᠬᠠᠨ ᠪᠤᠢ
ᠠᠷᠪᠠᠨ ᠬᠣᠶᠠᠷ ᠵᠢᠯ ᠤᠨ ᠵᠣᠬᠢᠶᠠᠭᠰᠠᠨ ᠴᠢᠨᠳᠠᠮᠤᠨᠢ ᠦᠬᠡᠷ ᠰᠠᠢᠬᠠᠨ ᠡᠷᠳᠡᠨᠢ ᠵᠢᠯ
ᠠᠷᠤ ᠵᠢᠨ ᠵᠢᠨᠨ ᠠᠭᠤᠯᠠᠨ ᠳ᠋ᠥ᠍ ᠠᠲᠤᠷᠢᠨ ᠬᠡᠪᠲᠡᠳᠡᠭ
ᠠᠯᠠᠭ ᠡᠷᠢᠶᠡᠨ ᠪᠠᠷᠰ ᠤᠨ ᠵᠢᠯ
ᠠᠯᠳᠠᠨ ᠳᠡᠯᠡᠬᠡᠢ ᠳᠡᠭᠡᠷ᠎ᠡ ᠠᠯᠢᠶᠠᠷᠬᠠᠨ ᠪᠦᠭᠡᠳᠡᠭ
ᠠᠯᠢᠶ᠎ᠠ ᠵᠠᠩ ᠲᠠᠢ ᠲᠠᠤᠯᠠᠢ ᠵᠢᠯ
ᠴᠠᠭ ᠤᠨ ᠬᠤᠷ᠎ᠠ ᠶ᠋ᠢ ᠴᠠᠭ ᠲᠤᠨᠢ ᠪᠠᠭᠤᠯᠭᠠᠳᠠᠭ
ᠴᠠᠬᠢᠯᠭᠠᠨ ᠶᠡᠬᠡᠲᠦ ᠯᠤᠤ ᠶ᠋ᠢᠨ ᠵᠢᠯ
ᠴᠠᠭᠠᠨ ᠲᠠᠯ᠎ᠠ ᠳ᠋ᠠᠭᠠᠨ ᠴᠠᠭᠠᠷᠢᠭ᠌ᠯᠠᠨ ᠬᠡᠪᠲᠡᠳᠡᠭ
ᠴᠠᠭᠠᠨ ᠡᠷᠢᠶᠡᠨ ᠮᠣᠭᠠᠢ ᠵᠢᠯ
ᠬᠤᠯᠠ ᠶ᠋ᠢᠨ ᠭᠠᠵᠠᠷ ᠢ ᠲᠣᠪᠴᠢᠯᠠᠭᠠᠳ ᠢᠷᠡᠳᠡᠭ
ᠬᠣᠮᠪᠣᠩ ᠲᠤᠭᠤᠷᠠᠢ ᠲᠠᠢ ᠮᠣᠷᠢᠨ ᠨᠢᠭᠡ ᠵᠢᠯ
ᠬᠤᠲᠤᠭᠤᠷ ᠤᠤ ᠭᠠᠵᠠᠷ ᠢ ᠬᠣᠷᠭᠣᠯ ᠵᠢᠨᠷ ᠵᠢᠨᠨ ᠳᠦᠭᠦᠷᠭᠡᠳᠡᠭ
ᠬᠤᠨ ᠴᠠᠭᠠᠨ ᠬᠤᠨᠢᠨ ᠨᠢᠭᠡ ᠵᠢᠯ
ᠦᠵᠡᠭ᠍ᠰᠡᠨ ᠪᠣᠯᠭᠠᠨ ᠵᠢᠨᠨ ᠳᠠᠭᠤᠷᠢᠶᠠᠭᠠᠳ ᠪᠠᠢᠳᠠᠭ
ᠦᠵᠡᠯ ᠮᠠᠭᠤᠲᠠᠢ ᠪᠡᠴᠢᠨ ᠨᠢᠭᠡ ᠵᠢᠯ
ᠲᠠᠪᠤᠨ ᠴᠠᠭ ᠢ ᠠᠯᠳᠠᠯ ᠦᠭᠡᠢ ᠳᠤᠤᠭᠠᠷᠳᠠᠭ
ᠲᠠᠬᠢᠮ ᠳ᠋ᠠᠭᠠᠨ ᠭᠡᠵᠢᠭᠡ ᠲᠠᠢ ᠲᠠᠬᠢᠶ᠎ᠠ ᠨᠢᠭᠡ ᠵᠢᠯ
ᠢᠷᠡᠭ᠍ᠰᠡᠨ ᠭᠡᠢᠴᠢᠳ ᠢ ᠤᠭᠲᠤᠭᠠᠳ ᠪᠠᠢᠳᠠᠭ ᠶᠠᠭᠤ ᠪᠢᠯᠡ
ᠶᠠᠪᠤᠭᠰᠠᠨ ᠭᠡᠢᠴᠢᠳ ᠢ ᠦᠳᠡᠭᠡᠳ ᠪᠠᠢᠳᠠᠭ ᠶᠠᠭᠤ ᠪᠢᠯᠡ
ᠲᠡᠷᠡ ᠴᠢᠨᠢ ᠶᠠᠭᠤᠨ ᠳ᠋ᠠᠭᠠᠨ ᠰᠠᠢᠬᠠᠨ ᠪᠤᠢ
ᠠᠷᠪᠠᠨ ᠬᠣᠶᠠᠷ ᠵᠢᠯ ᠤᠨ ᠵᠣᠬᠢᠶᠠᠭᠰᠠᠨ ᠴᠢᠨᠳᠠᠮᠤᠨᠢ ᠨᠣᠬᠠᠢ ᠰᠠᠢᠬᠠᠨ ᠡᠷᠳᠡᠨᠢ ᠵᠢᠯ
ᠶᠠᠪᠤᠬᠤ ᠶ᠋ᠢ ᠴᠢᠨᠢ ᠦᠵᠡᠪᠡᠯ ᠮᠠᠢᠵᠢᠭ ᠳᠠᠢᠵᠢᠭ ᠶᠠᠭᠤ ᠪᠢᠯᠡ
ᠢᠳᠡᠬᠦ ᠶ᠋ᠢ ᠴᠢᠨᠢ ᠦᠵᠡᠪᠡᠯ ᠱᠠᠯᠠᠷ ᠫᠠᠯᠠᠷ ᠶᠠᠭᠤ ᠪᠢᠯᠡ
ᠲᠡᠷᠡ ᠴᠢᠨᠢ ᠶᠠᠭᠤᠨ ᠳ᠋ᠠᠭᠠᠨ ᠰᠠᠢᠬᠠᠨ ᠪᠤᠢ
ᠠᠷᠪᠠᠨ ᠬᠣᠶᠠᠷ ᠵᠢᠯ ᠤᠨ ᠵᠣᠬᠢᠶᠠᠭᠰᠠᠨ ᠴᠢᠨᠳᠠᠮᠤᠨᠢ ᠭᠠᠬᠠᠢ ᠰᠠᠢᠬᠠᠨ ᠡᠷᠳᠡᠨᠢ ᠵᠢᠯ

热门推荐| 1 | |
|---|---|
| 2 | |
| 3 | |
| 4 | |
| 5 | |
| 6 | |
| 7 | |
| 8 | |
| 9 | |
| 10 |